293 ᠥᠷᠬᠥᠳ 72 ᠲᠣᠨ ᠨᠡᠭᠦᠷᠡᠰᠦᠨ ᠦ ᠲᠤᠰᠠᠯᠠᠮᠵᠢ ᠦᠵᠡᠭᠦᠯᠦᠯ᠎ᠡ

ᠪᠠᠭᠠᠨᠠᠭᠤᠷ ᠬᠺ ᠪᠠᠭᠠᠨᠠᠭᠤᠷ ᠳᠡᠭᠦᠷᠭᠡ ᠶᠢᠨ ᠵᠠᠰᠠᠭ ᠳᠠᠷᠤᠭ᠎ᠠ ᠲᠠᠢ ᠬᠠᠮᠲᠤᠷᠠᠨ ᠠᠵᠢᠯᠯᠠᠬᠤ ᠰᠠᠨᠠᠮᠵᠢ ᠪᠢᠴᠢᠭ ᠦᠨ ᠬᠦᠷᠢᠶᠡᠨ ᠳᠦ ᠳᠡᠭᠦᠷᠭᠡ ᠶᠢᠨ 5 ᠬᠣᠷᠢᠶᠠᠨ ᠤ ᠬᠠᠷᠠᠵᠤ ᠠᠰᠠᠷᠠᠬᠤ ᠬᠦᠮᠦᠨ ᠦᠭᠡᠢ ᠥᠨᠳᠦᠷ ᠨᠠᠰᠤᠲᠠᠨᠤᠭ ᠤᠳ ᠪᠣᠯᠤᠨ ᠠᠮᠵᠢᠷᠭᠠᠨ ᠤ ᠪᠠᠲᠤᠯᠠᠭᠠᠵᠢᠬᠤ ᠲᠦᠪᠰᠢᠨ ᠡᠴᠡ ᠳᠣᠣᠭᠤᠷ ᠣᠷᠣᠯᠭ᠎ᠠ ᠲᠠᠢ ᠨᠡᠶᠢᠲᠡ 293 ᠥᠷᠬᠥᠳ 72 ᠲᠣᠨ ᠨᠡᠭᠦᠷᠡᠰᠦᠨ ᠦ ᠲᠤᠰᠠᠯᠠᠮᠵᠢ ᠦᠵᠡᠭᠦᠯᠦᠯ᠎ᠡ᠃
ᠴᠠᠰᠤ ᠶᠡᠬᠡ ᠲᠡᠢ ᠵᠢᠪᠠᠷ ᠲᠠᠢ ᠲᠠᠴᠢᠭᠢᠨᠠᠭᠰᠠᠨ ᠡᠪᠦᠯ ᠦᠨ ᠬᠦᠢᠲᠡᠨ ᠡᠳᠦᠷ ᠦᠳ ᠦᠷᠭᠦᠯᠵᠢᠯᠡᠵᠦ ᠪᠠᠶᠢᠭ᠎ᠠ ᠡᠨᠡ ᠦᠶ᠎ᠡ ᠳᠦ ᠠᠭᠤᠷᠬᠠᠶᠢᠴᠢᠨ ᠬᠠᠮᠲᠤ ᠣᠯᠠᠨ ᠤ ᠬᠠᠯᠠᠭᠤᠨ ᠰᠡᠳᠬᠢᠯ ᠰᠢᠩᠭᠡᠭᠰᠡᠨ ᠲᠤᠰᠠᠯᠠᠮᠵᠢ ᠶᠢ ᠬᠦᠯᠢᠶᠡᠨ ᠠᠪᠤᠭᠰᠠᠨ ᠢᠷᠭᠡᠳ ᠲᠠᠯᠠᠷᠬᠠᠯ ᠲᠠᠢ ᠪᠠᠶᠢᠨ᠎ᠠ᠃