《ᠵᠧᠨᠳᠡᠷ ᠲᠦ ᠰᠠᠭᠤᠷᠢᠯᠠᠭᠰᠠᠨ ᠬᠦᠴᠦᠷᠬᠡᠶᠢᠯᠡᠯ ᠲᠡᠢ ᠲᠡᠮᠡᠴᠡᠬᠦ 16 ᠬᠣᠨᠣᠭ ᠤᠨ ᠠᠶᠠᠨ》 ᠍ ᠳᠦ ᠨᠢᠭᠡᠳᠦᠭᠰᠡᠨ ᠳᠡᠯᠡᠬᠡᠢ ᠶᠢᠨ ᠵᠥᠩ ᠪᠠᠭᠠᠨᠠᠭᠤᠷ ᠣᠩᠬᠣ ᠶᠢᠨ ᠬᠠᠮᠲᠤ ᠣᠯᠣᠩ ᠳᠤ ᠪᠠᠶᠠᠷᠯᠠᠯ᠎ᠠ

ᠳᠡᠯᠡᠬᠡᠢ ᠶᠢᠨ 180 ᠭᠠᠷᠤᠢ ᠣᠷᠣᠨ ᠳᠤ ᠵᠢᠯ ᠪᠦᠷᠢ ᠶᠢᠨ 11 ᠳᠦᠭᠡᠷ ᠰᠠᠷ᠎ᠠ ᠶᠢᠨ 25 ᠍ ᠨ ᠠᠴᠠ 12 ᠳ᠋ᠤᠭᠠᠷ ᠰᠠᠷ᠎ᠠ ᠶᠢᠨ 10 ᠍ ᠤ ᠡᠳᠦᠷ ᠦᠳ ᠲᠦ 《ᠵᠧᠨᠳᠡᠷ ᠲᠦ ᠰᠠᠭᠤᠷᠢᠯᠠᠭᠰᠠᠨ ᠬᠦᠴᠦᠷᠬᠡᠶᠢᠯᠡᠯ ᠲᠡᠢ ᠲᠡᠮᠡᠴᠡᠬᠦ 16 ᠬᠣᠨᠣᠭ ᠤᠨ ᠠᠶᠠᠨ》 ᠍ ᠢ ᠨᠢᠭᠡᠳᠦᠮᠡᠯ ᠵᠣᠷᠢᠯᠭ᠎ᠠ᠂ ᠨᠢᠭᠡ ᠤᠷᠢᠶᠠᠨ ᠳᠣᠣᠷ᠎ᠠ ᠲᠡᠮᠳᠡᠭᠯᠡᠨ ᠥᠩᠭᠡᠷᠡᠭᠦᠯᠳᠡᠭ᠃
ᠮᠣᠩᠭᠣᠯ ᠤᠯᠤᠰ 1997 ᠣᠨ ᠠᠴᠠ ᠲᠤᠰ ᠠᠶᠠᠨ ᠳᠤ ᠨᠢᠭᠡᠳᠦᠭᠰᠡᠨ ᠪᠥᠭᠡᠳ ᠡᠨᠡ ᠵᠢᠯ ᠮᠣᠩᠭᠣᠯ ᠤᠯᠤᠰ ᠤᠨ ᠵᠠᠰᠠᠭ ᠤᠨ ᠭᠠᠵᠠᠷ᠂ ᠵᠧᠨᠳᠡᠷ ᠦᠨ ᠦᠨᠳᠦᠰᠦᠨ ᠦ ᠬᠣᠷᠢᠶᠠᠨ ᠠᠴᠠ ᠨᠢᠪ ᠤᠨ ᠬᠦᠮᠦᠨ ᠠᠮᠠ ᠶᠢᠨ ᠰᠠᠩ ᠤᠨ ᠳᠡᠮᠵᠢᠯᠭᠡ ᠲᠡᠢ ᠪᠡᠷ ᠵᠣᠬᠢᠶᠠᠨ ᠪᠠᠶᠢᠭᠤᠯᠵᠤ᠂ 《ᠨᠠᠨᠳᠢᠨ ᠪᠦᠬᠦᠨ ᠢᠶᠡᠨ ᠬᠠᠮᠠᠭᠠᠯᠠᠶ᠎ᠠ – ᠥᠪᠡᠷ ᠢ ᠪᠡᠨ᠂ ᠭᠡᠷ ᠪᠦᠯᠢ ᠪᠡᠨ᠂ ᠣᠷᠴᠢᠨ ᠲᠣᠭᠣᠷᠢᠨ ᠢᠶᠠᠨ》 ᠤᠷᠢᠶᠠᠨ ᠳᠣᠣᠷ᠎ᠠ ᠦᠨᠳᠦᠰᠦᠨ ᠦ ᠬᠡᠮᠵᠢᠶᠡᠨ ᠳᠦ ᠲᠡᠮᠳᠡᠭᠯᠡᠨ ᠥᠩᠭᠡᠷᠡᠭᠦᠯᠵᠦ ᠪᠠᠶᠢᠨ᠎ᠠ. ᠡᠨᠡ ᠵᠢᠯ ᠦᠨ 16 ᠬᠣᠨᠣᠭ ᠤᠨ ᠠᠶᠠᠨ ᠤ ᠭᠣᠣᠯ ᠵᠣᠷᠢᠯᠭ᠎ᠠ ᠨᠢ ᠵᠧᠨᠳᠡᠷ ᠲᠦ ᠰᠠᠭᠤᠷᠢᠯᠠᠭᠰᠠᠨ ᠬᠦᠴᠦᠷᠬᠡᠶᠢᠯᠡᠯ ᠦᠨ ᠠᠰᠠᠭᠤᠳᠠᠯ ᠢ ᠠᠩᠬᠠᠷᠤᠯ ᠤᠨ ᠲᠥᠪ ᠲᠦ ᠠᠪᠴᠢᠷᠠᠬᠤ ᠪᠥᠭᠡᠳ 《ᠨᠠᠨᠳᠢᠨ ᠪᠦᠬᠦᠨ ᠢᠶᠡᠨ ᠬᠠᠮᠠᠭᠠᠯᠠᠶ᠎ᠠ᠄ ᠥᠪᠡᠷ ᠢ ᠪᠡᠨ᠂ ᠭᠡᠷ ᠪᠦᠯᠢ ᠪᠡᠨ᠂ ᠣᠷᠴᠢᠨ ᠲᠣᠭᠣᠷᠢᠨ ᠢᠶᠠᠨ》 ᠭᠡᠰᠡᠨ ᠶᠡᠷᠦᠩᠬᠡᠢ ᠰᠡᠳᠦᠪ ᠤᠷᠢᠶᠠᠨ ᠳᠣᠣᠷ᠎ᠠ 《ᠬᠦᠴᠦ ᠪᠡᠨ ᠤᠷᠪᠠᠭᠤ ᠪᠠᠷ ᠪᠢᠰᠢ ᠵᠥᠪ ᠢᠶᠡᠷ ᠠᠰᠢᠭᠯᠠ》 ᠪᠣᠯᠤᠨ 《ᠡᠷᠬᠢᠮ ᠪᠦᠬᠦᠨ ᠢᠶᠡᠨ ᠨᠠᠨᠳᠢᠩᠨᠠᠶ᠎ᠠ》 ᠡᠮᠡᠭᠲᠡᠢ᠂ ᠡᠷᠡᠭᠲᠡᠢ ᠬᠦᠮᠦᠰ ᠢ ᠥᠪᠡᠷ ᠥᠪᠡᠷ ᠦᠨ ᠠᠮᠢᠳᠤᠷᠠᠯ ᠳᠤ ᠪᠠᠨ ᠡᠵᠡᠨ ᠪᠣᠯᠵᠤ᠂ ᠤᠯᠠᠮ ᠰᠠᠶᠢᠨ ᠰᠠᠶᠢᠬᠠᠨ ᠠᠮᠢᠳᠤᠷᠠᠬᠤ ᠶᠢᠨ ᠲᠥᠯᠥᠭᠡ ᠡᠶᠡᠷᠡᠭ ᠠᠷᠭ᠎ᠠ ᠵᠠᠮ ᠢ ᠰᠣᠩᠭᠣᠵᠤ᠂ ᠪᠡᠶ᠎ᠡ ᠪᠡᠶᠡᠳᠡᠭᠡ ᠢᠵᠢᠯ ᠲᠡᠭᠰᠢ᠂ ᠬᠦᠨᠳᠦᠯᠡᠯᠲᠡᠢ ᠬᠠᠨᠳᠤᠬᠤ ᠶᠢ ᠤᠷᠢᠶᠠᠯᠠᠵᠤ ᠪᠠᠶᠢᠨ᠎ᠠ᠃
《ᠴᠠᠭᠠᠨ ᠲᠤᠤᠵᠠᠲᠠᠨ》 ᠬᠥᠳᠡᠯᠭᠡᠭᠡᠨ ᠳᠦ ᠪᠠᠭ᠂ ᠬᠠᠮᠲᠤ ᠣᠯᠣᠩ ᠢᠶᠠᠷᠣᠭ᠎ᠠ ᠨᠢᠭᠡᠳᠴᠦ᠂ ᠡᠩᠭᠡᠷ ᠲᠦ ᠪᠡᠨ ᠴᠠᠭᠠᠨ ᠲᠤᠤᠵᠠ ᠵᠡᠭᠦᠵᠦ 《ᠡᠷᠬᠢᠮ ᠪᠦᠬᠦᠨ ᠢᠶᠡᠨ ᠨᠠᠨᠳᠢᠩᠨᠠᠶ᠎ᠠ》᠂ 》ᠬᠦᠴᠦᠷᠬᠡᠶᠢᠯᠡᠯ ᠦᠢᠯᠡᠳᠬᠦ ᠦᠭᠡᠢ᠂ ᠬᠦᠴᠦᠷᠬᠡᠶᠢᠯᠡᠯ ᠦᠨ ᠬᠠᠵᠠᠭᠤ ᠪᠠᠷ ᠴᠢᠮᠡᠭᠡ ᠦᠭᠡᠢ ᠥᠩᠭᠡᠷᠡᠬᠦ ᠦᠭᠡᠢ》 ᠭᠡᠳᠡᠭ ᠢᠶᠡᠨ ᠢᠯᠡᠷᠬᠡᠶᠢᠯᠡᠵᠦ ᠠᠶᠠᠨ ᠢ ᠳᠡᠮᠵᠢᠵᠦ ᠪᠤᠢ ᠶᠢ ᠪᠠᠨ ᠢᠯᠡᠷᠬᠡᠶᠢᠯᠡᠵᠦ ᠡᠨᠡ ᠡᠳᠦᠷ ᠳᠡᠯᠡᠬᠡᠢ ᠶᠢᠨ ᠵᠥᠩ ᠣᠦᠪ ᠤᠨ ᠪᠠᠭᠠᠨᠠᠭᠤᠷ ᠣᠩᠬᠣ ᠡᠶᠢᠨ ᠪᠠᠭ ᠬᠠᠮᠲᠤ ᠣᠯᠠᠨ ᠴᠠᠭᠠᠨ ᠲᠠᠭᠤ ᠵ᠎ᠠ ᠵᠡᠭᠦᠯ᠎ᠡ. ᠲᠠ ᠪᠦᠬᠦᠨ ᠮᠠᠨᠢ ᠴᠤ ᠪᠥᠭᠥᠳᠡᠭᠡᠷ ᠢᠶᠡᠨ ᠵᠠᠪᠠᠯ ᠨᠢᠭᠡᠳᠦᠭᠡᠷᠡᠢ