ᠥᠰᠪᠦᠷᠢ ᠶᠢᠨ ᠬᠣᠺᠺᠧᠢᠴᠢᠳ ᠠᠯᠲᠠᠨ ᠮᠧᠳᠠᠯ ᠬᠦᠷᠲᠡᠯ᠎ᠡ

ᠲᠷᠠᠨᠰᠸᠧᠰᠲ ᠮᠣᠩᠭᠣᠯᠢᠶᠠ ᠬᠬᠺ ᠤᠨ ᠨᠡᠷᠡᠮᠵᠢᠲᠦ u14 ᠨᠠᠰᠤᠨ ᠤ ᠥᠰᠪᠦᠷᠢ ᠶᠢᠨ ᠬᠣᠺᠺᠧᠢᠴᠢᠳ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠪᠠᠭᠠᠨᠠᠭᠤᠷ ᠬᠺ ᠤᠨ ᠳᠡᠷᠭᠡᠳᠡᠬᠢ ᠳ.ᠲᠦᠪᠰᠢᠨᠵᠢᠷᠭᠠᠯ ᠡᠵᠡᠨ ᠲᠡᠢ ᠴ.ᠣᠳᠰᠠᠶᠢᠬᠠᠨ᠂ ᠢ.ᠠᠯᠲᠠᠨᠭᠡᠷᠡᠯ ᠳᠠᠰᠬᠠᠯᠵᠢᠭᠤᠯᠤᠭᠴᠢ ᠲᠠᠢ ᠪᠠᠭᠠᠨᠠᠭᠤᠷ trippers club ᠲᠡᠷᠢᠭᠦᠨ ᠪᠠᠶᠢᠷᠢᠨ ᠳᠤ ᠰᠢᠯᠭᠠᠷᠴᠢ ᠠᠪᠤᠷᠭᠤ ᠶᠢᠨ ᠠᠯᠲᠠᠨ ᠮᠧᠳᠠᠯ ᠤᠨ ᠡᠵᠡᠳ ᠪᠣᠯᠤᠯ᠎ᠠ᠃
ᠡᠨᠡ ᠲᠡᠮᠡᠴᠡᠭᠡᠨ ᠳᠦ ᠴᠣᠷ ᠤᠨ ᠭᠠᠭᠴᠠ ᠡᠮᠡᠭᠲᠡᠢ ᠲᠠᠮᠢᠷᠴᠢᠨ ᠣᠷᠣᠯᠴᠠᠭᠰᠠᠨ ᠨᠢ trippers ᠪᠠᠭ ᠤᠨ ᠲᠠᠮᠢᠷᠴᠢᠨ ᠮ.ᠠᠯᠲᠠᠵᠢᠨ ᠶᠤᠮ. ᠲᠡᠷᠡ ᠪᠡᠷ ᠮᠠᠰᠢ ᠴᠢᠬᠤᠯᠠ ᠲᠣᠭᠯᠠᠯᠲᠠᠳ ᠭᠣᠣᠯ ᠣᠷᠣᠭᠤᠯᠤᠭᠰᠠᠨ ᠠᠴᠠ ᠭᠠᠳᠠᠨ᠎ᠠ ᠲᠡᠮᠡᠴᠡᠭᠡᠨ ᠦ ᠲᠤᠷᠰᠢᠳᠠ ᠨᠡᠶᠢᠲᠡ 5 ᠭᠣᠣᠯ ᠣᠷᠣᠭᠤᠯᠤᠭᠰᠠᠨ ᠠᠮᠵᠢᠯᠲᠠ ᠪᠠᠷ 《ᠰᠢᠯᠢᠳᠡᠭ ᠲᠣᠭᠯᠠᠭᠴᠢ》 ᠍ ᠪᠠᠷ ᠰᠢᠯᠭᠠᠷᠠᠵᠠᠢ᠃
ᠠᠮᠵᠢᠯᠲᠠ ᠭᠠᠷᠭᠠᠭᠰᠠᠨ ᠬᠡᠦᠬᠡᠳ ᠦᠳ ᠲᠡᠭᠡᠨ ᠪᠠᠶᠠᠷ ᠬᠦᠷᠭᠡᠵᠦ ᠤᠯᠤᠰ ᠪᠦᠰᠡ᠂ ᠲᠢᠪ ᠳᠡᠯᠡᠬᠡᠢ ᠶᠢᠨ ᠠᠪᠤᠷᠭᠤ ᠪᠣᠯᠤᠭᠠᠷᠠᠢ ᠭᠡᠵᠦ ᠢᠷᠦᠭᠡᠶ᠎ᠡ᠃
ᠱᠠᠪ ᠲᠠᠢ ᠬᠣᠺᠺᠧᠢ ᠪᠠᠷ ᠲᠢᠪ᠂ ᠳᠡᠯᠡᠬᠡᠢ ᠳᠦ ᠨᠡᠷ᠎ᠡ ᠪᠡᠨ ᠳᠠᠭᠤᠷᠢᠰᠬᠠᠬᠤ ᠢᠷᠡᠭᠡᠳᠦᠢ ᠶᠢᠨ ᠮᠣᠩᠭᠣᠯ ᠤᠯᠤᠰ ᠤᠨ ᠰᠢᠭᠰᠢᠭᠡ ᠪᠠᠭ ᠤᠨ ᠲᠠᠮᠢᠷᠴᠢᠳ ᠢ ᠪᠡᠯᠡᠳᠬᠡᠵᠦ ᠪᠤᠢ ᠳᠠᠰᠬᠠᠯᠵᠢᠭᠤᠯᠤᠭᠴᠢ ᠨᠠᠷᠠᠲᠤ ᠪᠠᠨ ᠪᠠᠶᠠᠷ ᠬᠦᠷᠭᠡᠵᠦ᠂ ᠠᠮᠵᠢᠯᠲᠠ ᠬᠦᠰᠡᠶ᠎ᠡ᠃